Дэвтэр

ᠲᠡᠦᠬᠡ

Энэ шошготой бүх хүний тэмдэглэл, бичлэг. Хамгийн сүүлийнх нь эхэндээ.

1821 ᠣᠨ᠎ᠤ 11 ᠰᠠᠷ᠎ᠠ᠎ᠶᠢᠨ 11᠎ᠳᠤ ᠮᠣᠰᠻᠸᠠ ᠬᠣᠲᠠ᠎ᠳᠤ ᠣᠷᠣᠰ᠎ᠤᠨ ᠶᠡᠬᠡ ᠵᠣᠬᠢᠶᠠᠯᠴᠢ ᠹᠶᠣᠳᠣᠷ ᠳ᠋ᠣᠰᠲ᠋ᠣᠶᠧᠸᠰᠻᠢ ᠮᠡᠨᠳᠦᠯᠡᠵᠡᠢ᠃ ᠲᠤᠬᠠᠢ᠎ᠶᠢᠨ ᠦᠶ᠎ᠡ᠎ᠳᠦ ᠣᠷᠣᠰ᠎ᠲᠤ ᠬᠡᠷᠡᠭᠯᠡᠵᠦ ᠪᠠᠢᠭᠰᠠᠨ ᠬᠠᠭᠤᠴᠢᠨ ᠲᠣᠭᠠᠯᠠᠯ᠎ᠢᠶᠠᠷ ᠡᠨᠡ ᠨᠢ 10 ᠰᠠᠷ᠎ᠠ᠎ᠶᠢᠨ 30 ᠪᠠᠢᠪᠠ᠃ ᠲᠡᠭᠦᠨ᠎ᠦ «ᠭᠡᠮ ᠪᠠ ᠰᠢᠳᠬᠡᠯ» (1866), «ᠲᠡᠨᠡᠭ» (1869), «ᠻᠠᠷᠠᠮᠠᠽᠣᠸ᠎ᠤᠨ ᠠᠬ᠎ᠠ ᠳᠡᠭᠦᠰ» (1880)

1975 ᠣᠨ᠎ᠤ 11 ᠰᠠᠷ᠎ᠠ᠎ᠶᠢᠨ 10᠎ᠳᠤ ᠤᠯᠠᠭᠠᠨᠪᠠᠭᠠᠲᠤᠷ ᠬᠣᠲᠠ᠎ᠳᠤ ᠳᠠᠭᠤᠴᠢᠨ᠂ ᠠᠶ᠎ᠠ ᠵᠣᠬᠢᠶᠠᠭᠴᠢ ᠳᠠᠮᠳᠢᠨᠰᠦ᠋ᠷᠦᠩ᠎ᠦᠨ ᠣᠶᠤᠨᠲᠦ᠋ᠯᠬᠢᠭᠦᠷ ᠮᠡᠨᠳᠦᠯᠡᠵᠡᠢ᠃ ᠲᠡᠭᠦᠨ᠎ᠢ ᠶᠠᠫᠣᠨ᠋᠎ᠳᠤ ᠣᠶᠤᠨ ᠬᠡᠮᠡᠬᠦ ᠲᠠᠢᠵᠠ᠎ᠶᠢᠨ ᠨᠡᠷ᠎ᠡ᠎ᠪᠡᠷ ᠰᠠᠢᠨ ᠮᠡᠳᠡᠳᠡᠭ᠃ 1989 ᠣᠨ᠎ᠤ 8 ᠰᠠᠷ᠎ᠠ᠎ᠳᠤ ᠲᠣᠻᠢᠣ᠋ ᠬᠣᠲᠠ᠎ᠳᠤ ᠪᠣᠯᠤᠭᠰᠠᠨ ᠬᠡᠦᠬᠡᠳ᠎ᠦᠨ ᠳᠠᠭᠤᠨ᠎ᠤ ᠳᠡᠯᠡᠬᠡᠢ᠎ᠶᠢᠨ 7᠎ᠳᠠᠬᠢ ᠨᠠᠭᠠᠳᠤᠮ᠎ᠳᠤ

1989 ᠣᠨ᠎ᠤ 11 ᠰᠠᠷ᠎ᠠ᠎ᠶᠢᠨ 9᠎ᠳᠤ ᠵᠡᠭᠦᠨ ᠭᠧᠷᠮᠠᠨ᠋᠎ᠤ ᠠᠯᠪᠠᠨ ᠲᠤᠰᠢᠶᠠᠯᠲᠠᠨ ᠬᠡᠪᠯᠡᠯ᠎ᠦᠨ ᠪᠠᠭ᠎ᠠ ᠬᠤᠷᠠᠯ ᠳᠡᠭᠡᠷ᠎ᠡ ᠬᠢᠯᠢ ᠨᠡᠪᠲᠡᠷᠡᠬᠦ ᠰᠢᠨ᠎ᠡ ᠵᠢᠷᠤᠮ ᠳᠠᠷᠤᠢ ᠬᠡᠷᠡᠭᠵᠢᠨ᠎ᠡ ᠭᠡᠵᠦ ᠵᠠᠷᠯᠠᠵᠡᠢ᠃ ᠮᠡᠳᠡᠭᠡ ᠬᠤᠷᠳᠤᠨ ᠲᠠᠷᠠᠵᠤ᠂ ᠪᠧᠷᠯᠢᠨ᠋᠎ᠦ ᠬᠢᠯᠢ᠎ᠶᠢᠨ ᠪᠣᠭᠤᠮᠲᠠ᠎ᠨᠤᠭᠤᠳ ᠳᠡᠭᠡᠷ᠎ᠡ ᠣᠯᠠᠨ ᠮᠢᠩᠭᠠᠨ ᠬᠦᠮᠦᠨ ᠴᠤᠭᠯᠠᠷᠠᠵᠡᠢ᠃ ᠲᠡᠷᠡ ᠰᠥᠨᠢ ᠬᠢᠯᠢ᠎ᠶᠢᠨ ᠬᠠᠷᠠᠭᠤᠯ᠎ᠤᠳ ᠣᠯᠠᠨ᠎ᠤ

1895 ᠣᠨ᠎ᠤ 11 ᠰᠠᠷ᠎ᠠ᠎ᠶᠢᠨ 8᠎ᠤ ᠣᠷᠤᠢ ᠭᠧᠷᠮᠠᠨ᠋᠎ᠤ ᠹᠢᠽᠢᠻᠴᠢ ᠸᠢᠯᠭᠧᠯᠮ ᠷᠧᠨ᠋ᠲ᠋ᠭᠧᠨ᠋ ᠲᠤᠷᠰᠢᠯᠲᠠ ᠬᠢᠵᠦ ᠪᠠᠢᠬᠤ᠎ᠳᠤ᠎ᠪᠠᠨ ᠨᠢᠳᠦᠨ᠎ᠳᠦ ᠦᠯᠦ ᠦᠵᠡᠭᠳᠡᠬᠦ ᠰᠢᠨ᠎ᠡ ᠲᠥᠷᠦᠯ᠎ᠦᠨ ᠲᠤᠶᠠᠭ᠎ᠠ᠎ᠶᠢ ᠢᠯᠡᠷᠡᠭᠦᠯᠵᠡᠢ᠃ ᠲᠡᠷᠡ᠎ᠪᠡᠷ ᠲᠡᠭᠦᠨ᠎ᠦ ᠮᠥᠨ ᠴᠢᠨᠠᠷ᠎ᠢ ᠮᠡᠳᠡᠬᠦ ᠦᠭᠡᠢ ᠪᠠᠢᠭᠰᠠᠨ ᠲᠤᠯᠠ «ᠢᠻᠰ» ᠪᠤᠶᠤ ᠦᠯᠦ ᠮᠡᠳᠡᠭᠳᠡᠬᠦ ᠲᠤᠶᠠᠭ᠎ᠠ ᠭᠡᠵᠦ ᠨᠡᠷᠡᠯᠡᠭᠰᠡᠨ ᠪᠠᠢᠨ᠎ᠠ᠃ ᠡᠨᠡ

1867 ᠣᠨ᠎ᠤ 11 ᠰᠠᠷ᠎ᠠ᠎ᠶᠢᠨ 7᠎ᠳᠤ ᠫᠣᠯᠢᠱ᠎ᠤᠨ ᠸᠠᠷᠱᠠᠸ ᠬᠣᠲᠠ᠎ᠳᠤ ᠮᠠᠷᠢᠶ᠎ᠠ ᠰᠻᠯᠣᠳᠣᠸᠰᠻᠠ ᠮᠡᠨᠳᠦᠯᠡᠵᠡᠢ᠃ ᠲᠡᠭᠦᠨ᠎ᠢ ᠳᠡᠯᠡᠬᠡᠢ ᠨᠡᠢᠲᠡ ᠮᠠᠷᠢ ᠻᠶᠦ᠋ᠷᠢ ᠬᠡᠮᠡᠨ ᠮᠡᠳᠡᠳᠡᠭ᠃ ᠲᠡᠷᠡ᠎ᠪᠡᠷ ᠨᠥᠬᠦᠷ ᠫᠢᠶᠧᠷ ᠻᠶᠦ᠋ᠷᠢ᠎ᠶᠢᠨ ᠬᠠᠮᠲᠤ ᠫᠣᠯᠣᠨᠢ᠂ ᠷᠠᠳᠢᠢ ᠬᠡᠮᠡᠬᠦ ᠬᠣᠶᠠᠷ ᠰᠢᠨ᠎ᠡ ᠬᠢᠮᠢ᠎ᠶᠢᠨ ᠡᠯᠧᠮᠧᠨ᠋ᠲ᠎ᠢ ᠨᠡᠭᠡᠭᠡᠭᠰᠡᠨ᠃ ᠮᠠᠷᠢ ᠻᠶᠦ᠋ᠷᠢ 1903 ᠣᠨ᠎ᠳᠤ ᠹᠢᠽᠢᠻ᠎ᠦᠨ᠂ 1911 ᠣᠨ᠎ᠳᠤ

1861 ᠣᠨ᠎ᠤ 11 ᠰᠠᠷ᠎ᠠ᠎ᠶᠢᠨ 6᠎ᠳᠤ ᠻᠠᠨᠠᠳᠠ᠎ᠶᠢᠨ ᠠᠯᠮᠣᠨ᠋ᠲ᠋ᠧ ᠬᠡᠮᠡᠬᠦ ᠭᠠᠵᠠᠷ ᠵᠧᠶᠢᠮᠰ ᠨᠧᠶᠢᠰᠮᠢᠲ ᠮᠡᠨᠳᠦᠯᠡᠵᠡᠢ᠃ ᠲᠡᠷᠡ᠎ᠪᠡᠷ ᠪᠡᠶ᠎ᠡ᠎ᠶᠢᠨ ᠲᠠᠮᠢᠷ᠎ᠤᠨ ᠪᠠᠭᠰᠢ᠂ ᠳᠠᠰᠬᠠᠯᠵᠢᠭᠤᠯᠤᠭᠴᠢ ᠪᠠᠢᠪᠠ᠃ 1891 ᠣᠨ᠎ᠳᠤ ᠠᠮᠧᠷᠢᠻᠠ᠎ᠶᠢᠨ ᠰᠫᠷᠢᠩᠹᠢᠯᠳ᠋ ᠬᠣᠲᠠ᠎ᠳᠤ ᠪᠠᠭᠰᠢᠯᠠᠵᠤ ᠪᠠᠢᠬᠤ᠎ᠳᠤ᠎ᠪᠠᠨ ᠨᠧᠶᠢᠰᠮᠢᠲ ᠰᠠᠭᠰᠤᠨ ᠪᠥᠮᠪᠦᠭᠡ ᠬᠡᠮᠡᠬᠦ ᠰᠢᠨ᠎ᠡ ᠲᠣᠭᠯᠠᠭᠠᠮ ᠵᠣᠬᠢᠶᠠᠵᠤ᠂ ᠠᠩᠬᠠᠨ᠎ᠤ 13

1921 ᠣᠨ᠎ᠤ 11᠎ᠳᠦᠭᠡᠷ ᠰᠠᠷ᠎ᠠ᠎ᠶᠢᠨ 5᠎ᠳᠤ ᠮᠣᠩᠭᠣᠯ᠎ᠤᠨ ᠠᠷᠠᠳ᠎ᠤᠨ ᠵᠠᠰᠠᠭ᠎ᠤᠨ ᠭᠠᠵᠠᠷ᠂ ᠵᠥᠪᠯᠡᠯᠲᠦ ᠣᠷᠣᠰ᠎ᠤᠨ ᠵᠠᠰᠠᠭ᠎ᠤᠨ ᠭᠠᠵᠠᠷ ᠬᠣᠶᠠᠷ ᠨᠠᠢᠷᠰᠠᠭ ᠬᠠᠷᠢᠯᠴᠠᠭ᠎ᠠ ᠲᠣᠭᠲᠠᠭᠠᠬᠤ ᠲᠤᠬᠠᠢ ᠭᠡᠷ᠎ᠡ ᠪᠠᠢᠭᠤᠯᠵᠡᠢ᠃ ᠡᠨᠡ ᠭᠡᠷ᠎ᠡ᠎ᠪᠡᠷ ᠬᠣᠶᠠᠷ ᠤᠯᠤᠰ ᠠᠯᠪᠠᠨ ᠶᠣᠰᠤᠭᠠᠷ ᠳ᠋ᠢᠫᠯᠣᠮᠠᠲ ᠬᠠᠷᠢᠯᠴᠠᠭᠠᠲᠠᠢ ᠪᠣᠯᠤᠭᠰᠠᠨ ᠶᠤᠮ᠃ ᠢᠩᠭᠢᠭᠰᠡᠨ᠎ᠢᠶᠡᠷ ᠲᠤᠬᠠᠢ᠎ᠶᠢᠨ ᠣᠨ᠎ᠤ ᠵᠤᠨ

Таалах, хариулахын тулд Дэвтэрт нэгдэнэ үү.