Дэвтэр

ᠶᠣᠰᠤ_ᠵᠠᠩᠰᠢᠯ

Энэ шошготой тэмдэглэл, бичлэг. Хамгийн сүүлийнх нь эхэндээ.

Энэ шошготой бүх хүний бичсэнийг үзэх

ᠠᠢᠯ᠎ᠳᠤ ᠣᠷᠤᠭᠠᠳ ᠭᠡᠷ᠎ᠦᠨ ᠡᠵᠡᠨ᠎ᠦ ᠵᠢᠭᠠᠭᠰᠠᠨ ᠭᠠᠵᠠᠷ᠎ᠲᠤ ᠰᠠᠭᠤᠨ᠎ᠠ᠃ ᠬᠥᠯ᠎ᠢᠶᠡᠨ ᠵᠢᠢᠵᠦ ᠲᠡᠨᠢᠢᠯᠭᠡᠬᠦ᠂ ᠣᠷᠤ᠂ ᠠᠪᠳᠠᠷ᠎ᠠ ᠲᠦᠰᠢᠵᠦ ᠨᠠᠯᠠᠬᠤ ᠨᠢ ᠵᠣᠬᠢᠰ ᠦᠭᠡᠢ ᠭᠡᠵᠦ ᠦᠵᠡᠳᠡᠭ᠃ ᠢᠯᠠᠩᠭᠤᠶ᠎ᠠ ᠬᠥᠯ᠎ᠢᠶᠡᠨ ᠭᠠᠯ ᠭᠣᠯᠤᠮᠲᠠ᠂ ᠪᠤᠰᠤᠳ ᠬᠦᠮᠦᠨ ᠤᠷᠤᠭᠤ ᠴᠢᠭᠯᠡᠭᠦᠯᠬᠦ᠎ᠶᠢ ᠴᠡᠭᠡᠷᠯᠡᠳᠡᠭ᠃ ᠭᠡᠷ᠎ᠦᠨ ᠡᠵᠡᠨ ᠶᠠᠷᠢᠵᠤ ᠪᠠᠢᠬᠤ᠎ᠳᠤ ᠵᠣᠴᠢᠳ ᠬᠣᠭᠤᠷᠤᠨᠳᠤ᠎ᠪᠠᠨ ᠰᠢᠪᠡᠨᠡᠯᠳᠦᠬᠦ᠂

ᠮᠣᠩᠭᠣᠯ ᠭᠡᠷ᠎ᠦᠨ ᠬᠠᠭᠠᠯᠭᠠᠨ᠎ᠤ ᠶᠠᠭ ᠡᠰᠡᠷᠭᠦ ᠲᠠᠯ᠎ᠠ᠎ᠶᠢᠨ ᠬᠡᠰᠡᠭ᠎ᠢ ᠬᠣᠢᠮᠤᠷᠢ ᠭᠡᠨ᠎ᠡ᠃ ᠡᠨᠡ ᠪᠣᠯ ᠭᠡᠷ᠎ᠦᠨ ᠬᠠᠮᠤᠭ᠎ᠤᠨ ᠬᠦᠨᠳᠦᠲᠡᠢ ᠭᠠᠵᠠᠷ ᠪᠥᠭᠡᠳ ᠠᠢᠯ᠎ᠤᠨ ᠠᠬᠠᠮᠠᠳ ᠬᠦᠮᠦᠨ᠂ ᠬᠦᠨᠳᠦᠲᠦ ᠵᠣᠴᠢᠨ ᠰᠠᠭᠤᠨ᠎ᠠ᠃ ᠠᠢᠯ᠎ᠤᠨ ᠡᠵᠡᠨ ᠬᠦᠨᠳᠦᠲᠦ ᠵᠣᠴᠢᠨ᠎ᠢᠶᠠᠨ ᠬᠣᠢᠮᠤᠷ᠎ᠲᠤ ᠵᠠᠯᠠᠵᠤ ᠤᠷᠢᠳᠠᠭ᠃ ᠬᠠᠷᠢᠨ ᠵᠣᠴᠢᠨ ᠥᠪᠡᠷ᠎ᠢᠶᠡᠨ ᠤᠷᠢᠯᠭ᠎ᠠ ᠦᠭᠡᠢ᠎ᠪᠡᠷ ᠬᠣᠢᠮᠤᠷᠢ ᠤᠷᠤᠭᠤ ᠭᠠᠷᠴᠤ᠂

ᠮᠣᠩᠭᠣᠯ ᠭᠡᠷ᠎ᠦᠨ ᠬᠠᠭᠠᠯᠭ᠎ᠠ ᠤᠷᠤᠭᠰᠢ᠎ᠪᠠᠨ ᠬᠠᠷᠠᠳᠠᠭ᠃ ᠡᠭᠦᠳᠡᠨ᠎ᠡᠴᠡ ᠣᠷᠤᠵᠤ ᠢᠷᠡᠬᠦ᠎ᠳᠦ ᠵᠡᠭᠦᠨ ᠭᠠᠷ ᠲᠠᠯ᠎ᠠ᠎ᠳᠤ ᠪᠠᠢᠬᠤ ᠪᠠᠷᠠᠭᠤᠨ ᠬᠡᠰᠡᠭ᠎ᠢ ᠡᠷᠡᠭᠲᠡᠢ ᠬᠦᠮᠦᠨ᠎ᠦ ᠲᠠᠯ᠎ᠠ ᠭᠡᠵᠦ ᠦᠵᠡᠳᠡᠭ᠃ ᠲᠡᠨᠳᠡ ᠡᠮᠡᠭᠡᠯ ᠬᠠᠵᠠᠭᠠᠷ᠂ ᠮᠣᠷᠢᠨ᠎ᠤ ᠲᠣᠨᠤᠭ᠂ ᠠᠢᠷᠠᠭ᠎ᠲᠠᠢ ᠬᠥᠬᠦᠦᠷ ᠪᠠᠢᠷᠢᠯᠠᠳᠠᠭ᠃ ᠪᠠᠷᠠᠭᠤᠨ ᠭᠠᠷ ᠲᠠᠯ᠎ᠠ᠎ᠳᠤ ᠪᠠᠢᠬᠤ ᠵᠡᠭᠦᠨ ᠬᠡᠰᠡᠭ ᠨᠢ ᠡᠮᠡᠭᠲᠡᠢ ᠬᠦᠮᠦᠨ᠎ᠦ ᠲᠠᠯ᠎ᠠ᠃

ᠮᠣᠩᠭᠣᠯᠴᠤᠳ ᠭᠡᠷ᠎ᠲᠦ ᠣᠷᠤᠬᠤ᠎ᠳᠤ᠎ᠪᠠᠨ᠂ ᠭᠡᠷ ᠳᠣᠲᠤᠷ᠎ᠠ ᠶᠠᠪᠤᠬᠤ᠎ᠳᠤ᠎ᠪᠠᠨ ᠨᠠᠷᠠᠨ᠎ᠤ ᠶᠠᠪᠤᠬᠤ ᠵᠦᠭ᠎ᠦᠨ ᠳᠠᠭᠠᠭᠤ ᠪᠤᠶᠤ ᠴᠠᠭ᠎ᠤᠨ ᠵᠡᠭᠦᠦ᠎ᠶᠢᠨ ᠳᠠᠭᠠᠭᠤ ᠡᠷᠭᠢᠳᠡᠭ᠃ ᠡᠭᠦᠨ᠎ᠢ «ᠨᠠᠷᠠ ᠵᠥᠪ» ᠭᠡᠨ᠎ᠡ᠃ ᠠᠢᠯ᠎ᠳᠤ ᠣᠷᠤᠭᠠᠳ ᠭᠡᠷ᠎ᠦᠨ ᠪᠠᠷᠠᠭᠤᠨ ᠲᠠᠯ᠎ᠠ ᠪᠤᠶᠤ ᠵᠡᠭᠦᠨ ᠭᠠᠷ ᠲᠡᠢᠰᠢ᠎ᠪᠡᠨ ᠶᠠᠪᠤᠵᠤ᠂ ᠭᠠᠯ ᠭᠣᠯᠤᠮᠲᠠ᠎ᠶᠢᠨ ᠬᠣᠢᠭᠤᠷ ᠨᠠᠷᠠ ᠵᠥᠪ ᠲᠣᠭᠤᠷᠢᠨ᠎ᠠ᠃ ᠡᠰᠡᠷᠭᠦ ᠵᠦᠭ᠎ᠲᠦ ᠪᠤᠶᠤ

ᠮᠣᠩᠭᠣᠯ ᠭᠡᠷ᠎ᠦᠨ ᠬᠠᠭᠠᠯᠭᠠᠨ᠎ᠤ ᠳᠣᠭᠤᠳᠤ ᠬᠥᠨᠳᠡᠯᠡᠨ ᠮᠣᠳᠤ᠎ᠶᠢ ᠪᠣᠰᠤᠭ᠎ᠠ ᠭᠡᠨ᠎ᠡ᠃ ᠠᠢᠯ᠎ᠳᠤ ᠣᠷᠤᠬᠤ᠎ᠳᠤ᠎ᠪᠠᠨ ᠪᠣᠰᠤᠭ᠎ᠠ᠎ᠶᠢ ᠭᠢᠰᠬᠢᠬᠦ ᠦᠭᠡᠢ᠂ ᠲᠡᠭᠦᠨ᠎ᠳᠦ ᠬᠥᠯ᠎ᠢᠶᠡᠨ ᠬᠦᠷᠭᠡᠯ ᠦᠭᠡᠢ ᠠᠯᠬᠤᠵᠤ ᠣᠷᠤᠳᠠᠭ᠃ ᠪᠣᠰᠬᠠᠨ ᠳᠡᠭᠡᠷ᠎ᠡ ᠰᠠᠭᠤᠬᠤ᠎ᠶᠢ᠎ᠴᠤ ᠴᠡᠭᠡᠷᠯᠡᠳᠡᠭ᠃ ᠠᠢᠯ᠎ᠠᠴᠠ ᠭᠠᠷᠬᠤ᠎ᠳᠤ᠎ᠪᠠᠨ ᠰᠠᠨᠠᠮᠰᠠᠷ ᠦᠭᠡᠢ ᠪᠣᠰᠬᠠᠨ᠎ᠳᠤ ᠲᠡᠭᠡᠭᠯᠡᠪᠡᠯ ᠲᠡᠷᠡ ᠠᠢᠯ᠎ᠳᠤ ᠭᠠᠷᠤᠵᠠ ᠭᠠᠷᠤᠨ᠎ᠠ

ᠮᠣᠩᠭᠣᠯᠴᠤᠳ ᠠᠢᠯ᠎ᠳᠤ ᠣᠷᠤᠬᠤ᠎ᠳᠤ᠎ᠪᠠᠨ ᠬᠤᠪᠴᠠᠰᠤ ᠪᠡᠶ᠎ᠡ᠎ᠪᠡᠨ ᠵᠠᠰᠠᠳᠠᠭ᠃ ᠳᠡᠪᠡᠯ᠎ᠦᠨ᠎ᠢᠶᠡᠨ ᠡᠩᠭᠡᠷ ᠵᠠᠭᠠᠮ᠎ᠠ᠎ᠶᠢ ᠪᠦᠷᠢᠨ ᠲᠣᠪᠴᠢᠯᠠᠵᠤ᠂ ᠪᠦᠰᠡ᠎ᠪᠡᠨ ᠪᠦᠰᠡᠯᠡᠭᠰᠡᠨ ᠪᠠᠢᠨ᠎ᠠ᠃ ᠪᠦᠰᠡᠭᠦᠢ᠂ ᠵᠠᠳᠠᠭᠠᠢ ᠣᠷᠤᠬᠤ᠎ᠶᠢ ᠴᠡᠭᠡᠷᠯᠡᠳᠡᠭ᠃ ᠲᠣᠯᠤᠭᠠᠢ ᠨᠢᠴᠦᠭᠦᠨ ᠣᠷᠤᠬᠤ ᠦᠭᠡᠢ᠂ ᠮᠠᠯᠠᠭᠠᠢ᠎ᠪᠠᠨ ᠡᠮᠦᠰᠦᠭᠰᠡᠨ ᠡᠰᠡᠪᠡᠯ ᠠᠯᠴᠢᠭᠤᠷ ᠪᠣᠭᠤᠭᠰᠠᠨ ᠪᠠᠢᠬᠤ ᠶᠣᠰᠤᠲᠠᠢ ᠭᠡᠵᠦ ᠤᠯᠠᠮᠵᠢᠯᠠᠯ

ᠬᠥᠳᠡᠭᠡ᠎ᠳᠦ ᠠᠢᠯ᠎ᠳᠤ ᠣᠴᠢᠬᠤ᠎ᠳᠤ᠎ᠪᠠᠨ ᠭᠡᠷ ᠤᠷᠤᠭᠤ ᠰᠢᠭᠤᠳ ᠳᠥᠬᠦᠵᠦ ᠣᠴᠢᠳᠠᠭ ᠦᠭᠡᠢ᠃ ᠬᠣᠯᠠ ᠵᠠᠢᠲᠠᠢ ᠵᠣᠭᠰᠤᠭᠠᠳ «ᠨᠣᠬᠠᠢ ᠬᠣᠷᠢᠭ᠎ᠠ! » ᠭᠡᠵᠦ ᠳᠠᠭᠤᠳᠠᠨ᠎ᠠ᠃ ᠡᠨᠡ ᠨᠢ ᠠᠢᠯ᠎ᠤᠨ ᠡᠵᠡᠨ᠎ᠳᠦ ᠵᠣᠴᠢᠨ ᠢᠷᠡᠭᠰᠡᠨ᠎ᠢ ᠮᠡᠳᠡᠭᠳᠡᠵᠦ᠂ ᠨᠣᠬᠠᠢ᠎ᠪᠠᠨ ᠪᠠᠷᠢᠵᠤ ᠬᠣᠷᠢᠬᠤ᠎ᠶᠢ ᠬᠦᠰᠡᠭᠰᠡᠨ ᠡᠶᠡᠯᠳᠡᠭ ᠳᠠᠭᠤᠳᠠᠯᠭ᠎ᠠ ᠶᠤᠮ᠃ ᠭᠡᠷ᠎ᠦᠨ ᠡᠵᠡᠨ ᠭᠠᠷᠴᠤ ᠢᠷᠡᠭᠡᠳ ᠨᠣᠬᠠᠢ᠎ᠪᠠᠨ ᠪᠠᠷᠢᠵᠤ᠂

Таалах, хариулахын тулд Дэвтэрт нэгдэнэ үү.